ᠵᠠᠷ
ᠨᠡᠶᠢᠰᠯᠡᠯ ᠦ᠋ᠨ ᠵᠣᠷᠴᠢᢉᠴᠢ ᠲᠡᢉᠡᢉᠡᠪᠦᠷᠢ ᠶ᠋ᠢᠨ ᠨᠢᢉᠡᠳᢈᠡᠯ ᠣᠨᠤᠭᠠᠲᠦ᠋ᢉᠡ ᠶᠢᠨ ᠨᠢᢉᠡᠳᠦᢉᠰᠡᠨ ᠴᠠᢈᠢᠮ ᠬᠠᠭᠤᠳᠠᠰᠤ (www᠃bus᠃ub᠃gov᠃mn)᠆ ᠶᠢᠨ ᠦᠨᠳᠦᠰᠦᠨ ᠠᠭᠤᠯᠭᠠ ᠵᠠᠭᠪᠤᠷ ᠢ᠋ ᠰᠠᠶᠢᠵᠢᠷᠠᠭᠤᠯᠵᠤ᠂ ᠳᠡᠪᠰᠢᠯᠲᠡᠲᠦ ᠲᠧᠻᠨᠤᠯᠤᢉᠢ ᠨᠡᠪᠲᠡᠷᠡᢉᠦᠯᠵᠦ ᠒᠐᠒᠑ ᠣᠨ ᠤ᠋ “ᠨᠡᠶᠢᠲᠡ ᠶ᠋ᠢᠨ ᠮᠡᠳᠡᢉᠡᠯᠡᠯ ᠦ᠋ᠨ ᠢᠯᠡ ᠲᠣᠳᠤ ᠪᠠᠶᠢᠳᠠᠯ ᠤ᠋ᠨ ᠲᠤᠬᠠᠢ” ᠬᠠᠤᠯᠢ᠂ ᠵᠠᠰᠠᠭ ᠤ᠋ᠨ ᠭᠠᠵᠠᠷ ᠤ᠋ᠨ ᠒᠐᠒᠒ ᠣᠨ ᠤ᠋ “ᠮᠣᠩᠭᠣᠯ ᢈᠡᠯᠡᠨ ᠦ᠋ ᠲᠤᠬᠠᠢ ᠬᠠᠤᠯᠢ ᠶ᠋ᠢ ᢈᠡᠷᠡᢉᠵᠢᢉᠦᠯᢈᠦ ᠵᠠᠷᠢᠮ ᠠᠷᠭᠠ ᢈᠡᠮᠵᠢᠶ ᠡᠨ ᠦ᠋ ᠲᠤᠬᠠᠢ” ᠲᠣᠭᠲᠠᠭᠠᠯ ᠤ᠋ᠨ ᢈᠦᠷᠢᠶᠡᠨ ᠳ᠋ᠦ ᠢᠷᢉᠡᠳ᠂ ᠣᠯᠠᠨ ᠨᠡᠶᠢᠲᠡ ᠳ᠋ᠦ ᠮᠡᠳᠡᢉᠡᠯᠡᠯ ᠦ᠋ᠨ ᢈᠦᠷᠲᠡᢉᠡᠮᠵᠢ ᠲᠡᠢ ᠪᠠᠶᠢᠳᠠᠯ ᠢ᠋ ᠳᠡᢉᠡᢉᠰᠢᠯᠡᢉᠦᠯᢈᠦ᠂ ᠮᠡᠳᠡᠯᢉᠡ ᠶ᠋ᠢᠨ ᠰᠠᠩ ᠪᠤᠢ ᠪᠣᠯᠭᠠᠨ ᠰᠢᠨᠡᠴᠢᠯᠡᠨ ᢈᠥᢉᠵᠢᢉᠦᠯᢈᠦ᠂ ᠻᠢᠷᠢᠯᠯ᠂ ᠮᠣᠩᠭᠣᠯ ᠪᠢᠴᠢᢉ ᠢᠶᠡᠷ ᠵᠡᠷᢉᠡᠴᠡᢉᠦᠯᠦᠨ ᠮᠡᠳᠡᢉᠡ ᠮᠡᠳᠡᢉᠡᠯᠡᠯ ᠢ᠋ ᠨᠡᠶᠢᠲᠡᠯᠡᢈᠦ ᠠᠵᠢᠯ ᠢ᠋ ᢈᠢᠵᠦ ᢉᠦᠢᠴᠡᠳᢈᠡᢈᠦ ᠵᠥᠪᠯᠡᢈᠦ ᠦᠢᠯᠡᠴᠢᠯᠡᢉᠡ ᠠᠪᠬᠤ ᢉᠡᠵᠦ ᠪᠠᠶᠢᠭᠠ ᠲᠤᠯᠠ ᠶᠡᠷᠦᠩᢈᠡᠢ ᠨᠥᢈᠦᠴᠡᠯ ᠢ᠋ ᠬᠠᠩᠭᠠᠭᠰᠠᠨ ᠬᠤᠪᠢ ᢈᠦᠮᠦᠨ᠂ ᠬᠠᠤᠯᠢ ᠶ᠋ᠢᠨ ᠡᠲᠡᢉᠡᠳ ᠢ᠋ ᠤᠷᠢᠵᠤ ᠪᠠᠶᠢᠨᠠ᠃
ᠱᠠᠭᠠᠷᠳᠠᠭᠳᠠᠬᠤ ᠵᠦᠶᠢᠯᠡᠰ᠃
ᠬᠠᠤᠯᠢ ᠶ᠋ᠢᠨ ᠡᠲᠡᢉᠡᠳ:
᠑᠃ ᠤᠯᠤᠰ ᠤ᠋ᠨ ᠪᠦᠷᠢᠳᢈᠡᠯ ᠦ᠋ᠨ ᢉᠡᠷᠡᠴᠢᠯᠡᢉᠡᠨ ᠦ᠋ ᠬᠠᠭᠤᠯᠪᠤᠷᠢ ᠢᠷᠡᢉᠦᠯᢈᠦ;
᠒᠃ ᠪᠠᠶᠢᠭᠤᠯᠤᠯᠭᠠ ᠶ᠋ᠢᠨ ᠲᠠᠨᠢᠯᠴᠠᠭᠤᠯᠭᠠ ᠢᠷᠡᢉᠦᠯᢈᠦ;
᠓᠃ ᠡᠮᠦᠨᠡ ᠨᠢ ᢉᠦᠢᠴᠡᠳᢈᠡᠵᠦ ᠪᠠᠶᠢᠭᠰᠠᠨ ᠢᠵᠢᠯ ᠲᠥᠰ ᠲᠡᠢ ᠠᠵᠢᠯ ᠤ᠋ᠨ ᠵᠢᠭᠰᠠᠭᠠᠯᠲᠠ ᠢᠷᠡᢉᠦᠯᢈᠦ (᠒᠐᠒᠑᠂ ᠒᠐᠒᠒᠂ ᠒᠐᠒᠓ ᠣᠨ ᠳ᠋ᠤ ᠸᠧᠪ ᠬᠠᠨᠳᠤᠯᠲᠠᠲᠠᠢ ᠫᠷᠣᢉᠷᠠᠮᠮ ᠬᠠᠩᠭᠠᠮᠵᠢ᠂ ᠸᠧᠪ ᠰᠠᠶᠢᠲᠤ ᢈᠥᢉᠵᠢᢉᠦᠯᢈᠦ ᠴᠢᢉᠯᠡᠯ ᠢ᠋ᠶᠡᠷ ᢉᠦᠶᠢᠴᠡᠳᢈᠡᢉᠰᠡᠨ ᠠᠵᠢᠯ ᠬᠠᠮᠢᠶᠠᠷᠤᠨᠠ)
ᠢᠷᢉᠡᠨ:
ᠢᠲᠠᠨᠢᠯᠴᠠᠭᠤᠯᠭᠠ;
ᠪᠣᠯᠪᠠᠰᠤᠷᠠᠯ ᠤ᠋ᠨ ᠵᠡᠷᢉᠡ ᠶ᠋ᠢᠨ ᠳᠢᠫᠯᠤᠮ᠂ ᠪᠤᠰᠤᠳ;
ᠡᢉᠦᠨᠡᠮᠯᠡᢈᠦ᠂ ᠰᠧᠷᠲ᠋ᠢᠹᠢᠻᠠᠲ᠋ ᠤᠨ ᠬᠠᠭᠤᠯᠪᠤᠷᠢ;
᠆ᢈᠢᢉᠰᠡᠨ ᠠᠵᠢᠯ ᠤ᠋ᠨ ᠲᠠᠨᠢᠯᠴᠠᠭᠤᠯᠭᠠ;
ᠢᠲᠠᠲᠠᠪᠤᠷᠢ ᠲᠥᠯᠦᢉᠴᠢ ᠪᠠᠶᠢᠬᠤ᠃
ᠰᠣᠨᠢᠷᠬᠠᠭᠰᠠᠨ ᠢᠷᢉᠡᠨ᠂ ᠬᠠᠤᠯᠢ ᠶ᠋ᠢᠨ ᠡᠲᠡᢉᠡᠳ ᠒᠐᠒᠓ ᠣᠨ ᠤ᠋ ᠑᠑ ᠳᠦᢉᠡᠷ ᠰᠠᠷᠠ ᠶ᠋ᠢᠨ ᠒᠘ ᠨ ᠤ᠋ ᠡᠳᠦᠷ ᠦ᠋ᠨ ᠑᠖:᠐᠐ ᠴᠠᠭ ᠠ᠋ᠴᠠ ᠡᠮᠦᠨᠡ “ᠨᠡᠶᠢᠰᠯᠡᠯ ᠦ᠋ᠨ ᠵᠣᠷᠴᠢᢉᠴᠢ ᠲᠡᢉᠡᢉᠡᠪᠦᠷᠢ ᠶ᠋ᠢᠨ ᠨᠢᢉᠡᠳᢈᠡᠯ” ᠣᠨᠸᠠᠲᠦ᠋ᢉᠡ ᠶᠠᠨ ᠵᠠᢈᠢᠷᠭᠠᠨ ᠤ᠋ ᠪᠠᠶᠢᠷᠢ (ᠪᠢᠴᠢᢉ ᢈᠡᠷᠡᢉ ᠦ᠋ᠨ ᠠᠵᠢᠯᠲᠠᠨ)᠑ ᠳ᠋ᠦ ᠦᠨᠡ ᠰᠠᠨᠠᠯ ᠢᠷᠡᢉᠦᠯᠦᠨᠡ ᠦᠦ᠃
ᠲᠠᠯᠪᠢᠭᠳᠠᠬᠤ ᠱᠠᠭᠠᠷᠳᠠᠯᠭᠠ:
ᠸᠧᠪ ᠰᠠᠶᠢᠲᠤ ᠨᠢ ᠶᠠᠮᠠᠷ ᠴᠤ ᠲᠥᠷᠦᠯ ᠦ᠋ᠨ ᠳᠡᠯᢉᠡᠴᠡᠨ ᠳᠡᢉᠡᠷᠡ /ᠭᠠᠷ ᠤᠲᠠᠰᠤ᠂ ᠻᠣᠮᠫᠢᠶᠦᠲ᠋ᠧᠷ᠂ ᠲᠠᠪ/ ᠵᠥᠪ ᠲᠣᢈᠢᠷᠠᠵᠤ ᠬᠠᠷᠠᠭᠳᠠᠬᠤ ᠪᠣᠯᠤᠮᠵᠢ ᠲᠠᠢ ᠪᠠᠶᠢᠬᠤ᠃
ᠻᠢᠷᠢᠯᠯ᠂ ᠮᠣᠩᠭᠣᠯ ᠬᠣᠣᠰ ᠪᠢᠴᠢᢉ ᠢ᠋ᠶᠡᠷ ᠵᠡᠷᢉᠡᠴᠡᢉᠦᠯᠦᠨ ᠮᠡᠳᠡᢉᠡ ᠮᠡᠳᠡᢉᠡᠯᠡᠯ ᠢ᠋ ᠨᠡᠶᠢᠲᠡᠯᠡᠳᠡᢉ ᠪᠠᠶᠢᠬᠤ
ᠬᠣᠯᠪᠤᠭᠠ ᠪᠠᠷᠢᠬᠤ ᠼᠧᠰᠡᠨ ᠳ᠋ᠦ ᠠᠦᠲ᠋ᠤᠪᠦᠰ ᠤ᠋ᠨ ᠻᠠᠮᠧᠷ ᠰᠢᢉᠦᠯᢉᠡᢈᠦ ᠳ᠋ᠦ ᠬᠣᠯᠪᠤᠭᠳᠠᠬᠤ ᠗᠘᠑᠑᠐᠐᠘᠓ ᠳ᠋ᠤᠭᠠᠷ ᠢ᠋ ᠣᠷᠤᠭᠤᠯᠬᠤ᠃
PDF ᠪᠣᠯᠤᠨ ᠪᠦᢈᠦ ᠥᠷᢉᠡᠳᢈᠡᠯ ᠢ᠋ᠶᠡᠷ ᠹᠠᠶᠢᠯ ᠣᠷᠤᠭᠤᠯᠳᠠᠭ ᠪᠠᠶᠢᠬᠤ᠃
ᠸᠧᠪ ᠰᠠᠶᠢᠲ ᠤ᠋ᠨ ᠮᠡᠳᠡᢉᠡᠯᠡᠯ ᠢ᠋ᠶᠡᠨ ᢈᠦᠰᠡᢉᠰᠡᠨ ᠦᠶᠡ ᠳ᠋ᠦ ᠪᠡᠨ ᠥᢉᠡᠷᠡᠴᠢᠯᠡᢈᠦ᠂ ᠵᠠᠰᠠᠬᠤ᠂ ᠤᠰᠠᠳᠬᠠᠬᠤ ᠪᠣᠯᠤᠮᠵᠢ ᠲᠠᠢ᠃ IT ᠨᠠᠷᠢᠨ ᠮᠡᠳᠡᠯᢉᠡ ᠱᠠᠭᠠᠷᠳᠠᠯᠭᠠ ᠦᢉᠡᠢ ᠪᠠᠶᠢᠬᠤ᠃
Call now /ᠰᠢᠭᠤᠳ ᠵᠠᠯᠭᠠᠬᠤ᠂ ᢈᠡᠷᠡᢉᠯᠡᢉᠴᠢ ᠶ᠋ᠢᠨ ᠮᠡᠳᠡᢉᠡᠯᠡᠯ ᠢ᠋ ᠠᠪᠬᠤ ᠹᠣᠷᠮ ᢉᠡᢈᠦ ᠮᠡᠲᠦ ᠲᠥᠷᠦᠯ ᠪᠦᠷᠢ ᠶ᠋ᠢᠨ ᠦᠶᠢᠯᠡᠳᠦᠯ ᠳ᠋ᠦ ᠳᠠᠭᠤᠳᠠᠬᠤ ᠪᠯᠤᠻ ᠤ᠋ᠳ ᠢ᠋ ᠡᢉᠦᠰᢈᠡᢈᠦ ᠪᠣᠯᠤᠮᠵᠢ ᠲᠠᠢ ᠪᠠᠶᠢᠬᠤ᠃
ᠸᠧᠪ ᠰᠢᠰᠲ᠋ᠧᠮ ᠨᠢ ᠬᠠᠶᠢᠯᠲᠠ ᠶ᠋ᠢᠨ ᠰᠢᠰᠲ᠋ᠧᠮ ᠳ᠋ᠦ ᠳᠡᢉᠡᢉᠦᠷ ᠪᠠᠶᠢᠷᠢᠯᠠᠬᠤ ᠪᠦᢈᠦ ᠰᠠᠭᠤᠷᠢ ᠲᠣᢈᠢᠷᠠᠭᠠ ᢈᠢᢉᠳᠡᢉᠰᠡᠨ ᠪᠠᠶᠢᠬᠤ᠃
ᠵᠣᠴᠢᠨ ᠲᠤᠰ ᠪᠦᠷᠢ ᠶ᠋ᠢᠨ ᠰᠠᠶᠢᠲ ᠲᠤ ᠬᠠᠨᠳᠤᠭᠰᠠᠨ ᠲᠣᠭᠠ᠂ ᠦᠵᠡᢉᠰᠡᠨ ᠬᠠᠭᠤᠳᠠᠰᠤ᠂ ᢈᠡᠷᠡᢉᠯᠡᠵᠦ ᠪᠤᠢ ᠲᠥᢈᠦᢉᠡᠷᠦᠮᠵᠢ᠂ ᠲᠡᠦᢈᠡ ᠵᠡᠷᢉᠡ ᠶ᠋ᠢ ᠳᠡᠯᢉᠡᠷᠡᠩᢉᠦᠢ ᠬᠠᠷᠠᠬᠤ ᠪᠣᠯᠤᠮᠵᠢ ᠲᠠᠢ ᠪᠠᠶᠢᠬᠤ᠃