Your Logo
ᠡᢈᠢᠯᠡᠯ ᠲᠠᠨᠢᠯᠴᠠᠭᠤᠯᠭ᠎ᠠ ᠮᠡᠳᠡᢉᠡ ᠰᠢᠯ ᠳᠠᠩᠰᠠ ᠬᠠᠤᠯᠢ ᠡᠷᢈᠡ ᠵᠦᠢ ᠰᠤᠷᠭᠠᠯᠲᠠ

ᠮᠣᠩᠭᠣᠯ ᠤᠯᠤᠰ ᠤ᠋ᠨ ᠶᠡᠷᠦᠩᢈᠡᠢ ᠰᠠᠶᠢᠳ ᠯᠠ᠃ᠣᠶᠤᠨ ᠆ ᠡᠷᠳᠡᠨᠢ ᠮᠠᠨ ᠤ᠋ ᠪᠠᠶᠢᠭᠤᠯᠤᠯᠭ᠎ᠠ ᠶ᠋ᠢᠨ ᠦᠶᠢᠯᠡ ᠠᠵᠢᠯᠯᠠᠭ᠎ᠠ ᠲᠠᠢ ᠲᠠᠨᠢᠯᠴᠠᠯ᠎ᠠ᠃

ᠡᠨᠡ ᠦᠶ᠎ᠡ ᠪᠡᠷ “ᠵᠣᠷᠴᠢᢉᠴᠢ ᠲᠡᢉᠡᢉᠡᠪᠦᠷᠢ ᠶ᠋ᠢᠨ ᠨᠢᢉᠡᠳᢈᠡᠯ” ᠣᠨᠤᠭᠠᠲᠦ᠋ᢉᠡ ᠶᠤᠨ ᠵᠠᢈᠢᠷᠤᠯ ᠴᠤ᠃ᠪᠠᠲᠤᠲᠥ᠋ᠷᠦ ᠵᠠᠰᠠᠪᠤᠷᠢ ᠶ᠋ᠢᠨ ᠰᠲ᠋ᠠᠨ᠋ᠼᠢ ᠶ᠋ᠢᠨ ᠥᠷᢉᠡᠳᢈᠡᠯ᠂ ᠠᠦ᠋ᠲ᠋ᠣᠪᠦ᠋ᠰ ᠤ᠋ᠨ ᠫᠠᠷᠻ ᠰᠢᠨᠡᠴᠢᠯᠡᠯᠲᠡ ᠶ᠋ᠢ ᢈᠢᢈᠦ ᠵᠠᠶᠢᠯᠠᠰᠢ ᠦᢉᠡᠢ ᠱᠠᠭᠠᠷᠳᠠᠯᠭ᠎ᠠ ᠡᢉᠦᠰᠦᢉᠡᠳ ᠪᠠᠶᠢᠭ᠎ᠠ ᠲᠠᠯ᠎ᠠ ᠪᠠᠷ ᠶᠡᠷᠦᠩᢈᠡᠢ ᠰᠠᠶᠢᠳ ᠲᠤ ᠲᠠᠨᠢᠯᠴᠠᠭᠤᠯᠵᠤ᠂ ᠰᠢᠶᠢᠳᠪᠦᠷᠢᠯᠡᠵᠦ ᠥᢉᢈᠦ ᠶ᠋ᠢ ᢈᠦᠰᠡᠯᠡᢉᠡ᠃ ᠲᠡᠷᠡ ᠪᠡᠷ “ᠵᠠᠰᠠᠪᠤᠷᠢ ᠶ᠋ᠢᠨ ᠰᠲ᠋ᠠᠨ᠋ᠼᠢ ᠨᠢ ᠑᠙᠙᠗ ᠣᠨ ᠳ᠋ᠤ ᠶᠠᠫᠣᠨ ᠤᠯᠤᠰ ᠤ᠋ᠨ ᠵᠠᠰᠠᠭ ᠤ᠋ᠨ ᠭᠠᠵᠠᠷ ᠤ᠋ᠨ ᠲᠤᠰᠠᠯᠠᠮᠵᠢ ᠪᠠᠷ ᠪᠠᠶᠢᠭᠤᠯᠤᠭᠳᠠᠭᠰᠠᠨ ᠠ᠋ᠴᠠ ᠬᠣᠶᠢᠰᠢ ᠥᠷᢉᠡᠳᢈᠡᠯ᠂ ᠰᠢᠨᠡᠴᠢᠯᠡᠯ ᢈᠢᢉᠡ ᠦᢉᠡᠢ ᠪᠠᠶᠢᠭ᠎ᠠ ᠤᠴᠢᠷ ᠰᠡᢉᠦᠯ ᠦ᠋ᠨ ᠦᠶ᠎ᠡ ᠶ᠋ᠢᠨ ᠶᠡᢈᠡ ᠪᠠᠭᠲᠠᠭᠠᠮᠵᠢ ᠶ᠋ᠢᠨ ᠠᠦᠲ᠋ᠤᠪᠦᠰ ᠢ᠋ ᠵᠠᠰᠠᠪᠤᠷᠢᠯᠠᠬᠤ ᠳ᠋ᠤ ᢈᠦᠨᠳᠦᠷᠡᠯᠲᠡᠢ ᠪᠠᠶᠢᠳᠠᠭ᠃ ᠡᠶᠢᠮᠦ ᠳ᠋ᠦ ᠵᠠᠰᠠᠪᠤᠷᠢ ᠶ᠋ᠢᠨ ᠰᠲ᠋ᠠᠨ᠋ᠼᠢ ᠶ᠋ᠢᠨ ᠲᠣᠨᠤᠭ ᠲᠥᢈᠦᢉᠡᠷᠦᠮᠵᠢ ᠶ᠋ᠢ ᠰᠢᠨᠡᠴᠢᠯᠡᠵᠦ᠂ ᠪᠣᠯᠪᠠᠰᠤᠨ ᢈᠦᠴᠦᠨ ᠢ᠋ ᠪᠡᠯᠡᠳᢈᠡᢈᠦ ᠱᠠᠭᠠᠷᠳᠠᠯᠭ᠎ᠠ ᠲᠠᠢ ᠪᠠᠶᠢᠨ᠎ᠠ᠃ ᠮᠥᠨ ᠶᠡᢈᠡ ᠪᠠᠭᠲᠠᠭᠠᠮᠵᠢ ᠶ᠋ᠢᠨ ᠠᠦᠲ᠋ᠤᠪᠦᠰ ᠢ᠋ ᠨᠡᠶᠢᠲᠡ ᠶ᠋ᠢᠨ ᠲᠡᢉᠡᢉᠡᠪᠦᠷᠢ ᠳ᠋ᠦ ᠑᠒ ᠵᠢᠯ ᠦᠶᠢᠯᠡᠴᠢᠯᠡᢉᠡᠨ ᠳ᠋ᠦ ᠶᠠᠪᠤᠭᠤᠯᠬᠤ MNS:᠕᠐᠑᠒ ᠰᠲ᠋ᠠᠨ᠋ᠳᠠᠷᠲ ᠲᠠᠢ ᠪᠣᠯᠪᠠᠴᠤ ᠣᠳᠤ ᢈᠥᠳᠡᠯᢉᠡᢉᠡᠨ ᠳ᠋ᠦ ᠣᠷᠤᠯᠴᠠᠵᠤ ᠪᠠᠶᠢᠭ᠎ᠠ ᠨᠡᠶᠢᠲᠡ ᠠᠦᠲ᠋ᠤᠪᠦᠰ ᠤ᠋ᠨ ᠗᠐ ᠭᠠᠷᠤᠢ ᠬᠤᠪᠢ ᠨᠢ ᠦᠶᠢᠯᠡᠳᠪᠦᠷᠢᠯᠡᢉᠳᠡᢉᠰᠡᠨ ᠡᠴᠡ ᠬᠣᠶᠢᠰᠢ ᠑᠐᠆ ᠠ᠋ᠴᠠ ᠳᠡᢉᠡᢉᠰᠢ ᠵᠢᠯ ᠠᠰᠢᠭᠯᠠᠭᠳᠠᠵᠤ ᠪᠠᠶᠢᠭ᠎ᠠ” ᢉᠡᢉᠰᠡᠨ ᠶᠠᠭᠤᠮ᠎ᠠ᠃ ᠮᠣᠩᠭᠣᠯ ᠤᠯᠤᠰ ᠤ᠋ᠨ ᠶᠡᠷᠦᠩᢈᠡᠢ ᠰᠠᠶᠢᠳ ᠯᠠ᠃ᠣᠶᠤᠨ ᠆ ᠡᠷᠳᠡᠨᠢ ᠵᠠᠮ᠂ ᠲᠡᢉᠡᢉᠡᠪᠦᠷᠢ ᠶ᠋ᠢᠨ ᢈᠥᢉᠵᠢᠯ ᠦ᠋ᠨ ᠶᠠᠮᠤ᠂ ᠨᠡᠶᠢᠰᠯᠡᠯ ᠦ᠋ᠨ ᠤᠳᠤᠷᠢᠳᠤᠯᠭ᠎ᠠ ᠨᠤᠭᠤᠳ᠂ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᢈᠢᠨ ᠨᠢᢉᠡᠳᠦᢉᠰᠡᠨ ᠰᠤᠳᠤᠯᠭ᠎ᠠ᠂ ᠲᠣᠭᠠᠴᠠᠭᠠᠯᠠᠯ ᠭᠠᠷᠭᠠᠵᠤ ᠵᠠᠰᠠᠭ ᠤ᠋ᠨ ᠭᠠᠵᠠᠷ ᠤ᠋ᠨ ᠬᠤᠷᠠᠯᠳᠤᠭᠠᠨ ᠳ᠋ᠤ ᠲᠠᠨᠢᠯᠴᠠᠭᠤᠯᠬᠤ ᠓᠐ ᠬᠣᠨᠤᠭ ᠤ᠋ᠨ ᠬᠤᠭᠤᠴᠠᠭ᠎ᠠ ᠲᠠᠢ ᠡᢉᠦᠷᢉᠡ ᠥᠷᠯᠦᢉᠡ᠃ᠮᠥᠨ ᠨᠡᠶᠢᠲᠡ ᠶ᠋ᠢᠨ ᠲᠡᢉᠡᢉᠡᠪᠦᠷᠢ ᠶ᠋ᠢᠨ ᠨᠢᢉᠡᠳᠦᢉᠰᠡᠨ ᠤᠳᠤᠷᠢᠳᠤᠯᠭ᠎ᠠ ᠶ᠋ᠢᠨ ᠰᠢᠰᠲ᠋ᠧᠮ ᠲᠡᠢ ᠪᠣᠯᠭᠠᠬᠤ᠂ ᠫᠠᠷᠻ ᠰᠢᠨᠡᠴᠢᠯᠡᠯᠲᠡ ᠶ᠋ᠢ ᠴᠣᠭᠴᠠ ᠪᠠᠷ ᢈᠢᢈᠦ ᠱᠠᠭᠠᠷᠳᠠᠯᠭᠠᠲᠠᠢ ᢈᠥᠷᠦᠩᢉᠡ ᠶ᠋ᠢᠨ ᠠᠰᠠᠭᠤᠳᠠᠯ ᠢ᠋ ᠵᠠᠮ ᠲᠡᢉᠡᢉᠡᠪᠦᠷᠢ᠂ ᢈᠥᢉᠵᠢᠯ ᠦ᠋ᠨ ᠰᠠᠶᠢᠳ ᠯᠠ᠃ᠬᠠᠯᠲᠠᠷ᠂ ᠰᠠᠩ ᠤ᠋ᠨ ᠰᠠᠶᠢᠳ ᠪ᠃ᠵᠢᠪᠬᠤᠯᠠᠩ᠂ ᠨᠡᠶᠢᠰᠯᠡᠯ ᠦ᠋ᠨ ᠵᠠᠰᠠᠭ ᠳᠠᠷᠤᠭ᠎ᠠ ᠪᠥᢉᠡᠳ ᠤᠯᠠᠭᠠᠨᠪᠠᠭᠠᠲᠤᠷ ᠬᠣᠲᠠ ᠶ᠋ᠢᠨ ᠵᠠᢈᠢᠷᠤᠭᠴᠢ ᠳ᠃ᠰᠤᠮᠢᠶᠠᠪᠠᠵᠠᠷ ᠨᠠᠷᠠ ᠶ᠋ᠢ ᠲᠣᠳᠤᠷᠬᠠᠢ ᠲᠣᠭᠠᠴᠠᠭᠠᠯᠠᠯ ᠢ᠋ᠶᠠᠨ ᠭᠠᠷᠭᠠᠵᠤ ᠲᠠᠨᠢᠯᠴᠠᠭᠤᠯᠬᠤ ᠴᠢᢉᠯᠡᠯ ᠥᢉᠪᠡ᠃