Your Logo
ᠡᢈᠢᠯᠡᠯ ᠲᠠᠨᠢᠯᠴᠠᠭᠤᠯᠭ᠎ᠠ ᠮᠡᠳᠡᢉᠡ ᠰᠢᠯ ᠳᠠᠩᠰᠠ ᠬᠠᠤᠯᠢ ᠡᠷᢈᠡ ᠵᠦᠢ ᠰᠤᠷᠭᠠᠯᠲᠠ

ᠵᠠᢈᠢᠷᠤᠯ ᠤ᠋ᠨ ᠮᠡᠨᠳᠦᠴᠢᠯᠡᢉᠡ

ᠲᠠ ᠪᠦᢈᠦᠨ ᠳ᠋ᠦ ᠡᠨᠡ ᠡᠳᠦᠷ ᠦ᠋ᠨ ᠮᠡᠨᠳᠦ ᠶ᠋ᠢ ᠳᠡᠪᠰᠢᢉᠦᠯᠦᠶ᠎ᠡ᠃

“ᠵᠣᠷᠴᠢᢉᠴᠢ ᠲᠡᢉᠡᢉᠡᠪᠦᠷᠢ ᠶ᠋ᠢᠨ ᠨᠢᢉᠡᠳᢈᠡᠯ” ᠣᠨᠡᠭᠠᠲᠦ᠋ᢉ ᠨᠢ ᠨᠡᠶᠢᠰᠯᠡᠯ ᠦ᠋ᠨ ᠢᠷᢉᠡᠳ᠂ ᢈᠥᠳᠡᠯᠮᠦᠷᠢᠴᠢᠳ ᠲᠦ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡ ᠶ᠋ᠢ ᠲᠠᠰᠤᠯᠳᠠᠯ ᠦ᠋ᢉᠡᠢ᠂ ᠲᠠᠪᠠ ᠲᠤᠬᠠᠲᠠᠢ᠂ ᠠᠶᠤᠯ ᠦ᠋ᢉᠡᠢ᠂ ᠰᠢᠭᠤᠷᠬᠠᠢ ᢈᠦᠷᢈᠡᢈᠦ ᠦᠨᠳᠦᠰᠦᠨ ᠴᠢᢉ ᠡᢉᠦᠷᢉᠡ ᠶ᠋ᠢᠨ ᢈᠦᠷᠢᠶ ᠡᠨ ᠳ᠋ᠦ ᠬᠣᠲᠠ ᠪᠣᠯᠤᠨ ᠬᠣᠲᠠ ᠣᠷᠴᠢᠮ ᠤ᠋ᠨ ᠒᠓ ᠴᠢᢉᠯᠡᠯ ᠳ᠋ᠦ ᠒᠘᠓ ᠲᠡᢉᠡᢉᠡᠪᠦᠷᠢ ᠶ᠋ᠢᠨ ᢈᠡᠷᠡᢉᠰᠡᠯ ᠢ᠋ᠶᠡᠷ᠂ ᠑᠒᠐᠐ ᠠᠵᠢᠯᠲᠠᠨ᠂ ᠠᠯᠪᠠᠨ ᠬᠠᠭᠠᠭᠴᠢᠳ ᠲᠠᠢ ᠪᠠᠷ ᠡᠳᠦᠷ ᠲᠦ ᠘᠐᠂᠐᠐᠐ ᠭᠠᠷᠤᠢ ᠵᠣᠷᠴᠢᠭᠴᠢᠳ ᠲᠤ ᠦᠶᠢᠯᠡᠴᠢᠯᠡᢉᠡ ᠦᠵᠡᢉᠦᠯᠳᠡᢉ ᠖᠐ ᠣᠷᠴᠢᠮ ᠵᠢᠯ ᠦ᠋ᠨ ᠲᠡᠦᢈᠡ ᠲᠡᠢ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠤᠤᠭᠠᠨ ᠪᠠᠶᠢᠭᠤᠯᠤᠯᠭ᠎ᠠ ᠨᠤᠭᠤᠳ ᠤ᠋ᠨ ᠨᠢᢉᠡ ᠶᠠᠭᠤᠮ᠎ᠠ᠃

ᠮᠠᠨ ᠤ᠋ ᠪᠠᠶᠢᠭᠤᠯᠤᠯᠭ᠎ᠠ ᠶ᠋ᠢᠨ ᠬᠠᠮᠲᠤ ᠣᠯᠠᠨ ᠻᠣᠷᠤᠨᠠᠸᠢᠷᠦ᠋ᠰ ᠬᠠᠯᠳᠠᠪᠤᠷᠢ /ᠻᠣᠸᠢᠳ᠋᠆ ᠑᠙/‍᠆ ᠶ᠋ᠢᠨ ᠴᠠᠷ ᠲᠠᠬᠤᠯ᠂ ᠡᠳ᠋ ᠦ᠋ᠨ ᠵᠠᠰᠠᠭ᠂ ᠨᠡᠶᠢᢉᠡᠮ ᠦ᠋ᠨ ᢈᠦᠨᠳᠦᠷᠡᠯ ᠲᠡᠢ ᠦᠶ᠎ᠡ ᠳ᠋ᠦ ᠴᠤ ᠡᠮᠦᠨ᠎ᠡ ᠪᠡᠨ ᠲᠠᠯᠪᠢᠭᠰᠠᠨ ᠡᢉᠦᠷᢉᠡ ᠵᠣᠷᠢᠯᠲᠠ ᠪᠠᠨ ᠠᠮᠵᠢᠯᠲᠠᠲᠠᠢ ᢈᠡᠷᠡᢉᠵᠢᢉᠦᠯᠦᠨ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠰᠲ᠋ᠠᠨ᠋ᠳᠠᠷᠲ ᠢ᠋ ᠴᠢᠩᠳᠠ ᠮᠥᠷᠳᠡᢈᠦ᠂ ᠲᠧᢈᠨᠢᢉ ᠦ᠋ᠨ ᠪᠦᠷᠢᠨ ᠪᠠᠶᠢᠳᠠᠯ ᠢ᠋ ᠬᠠᠩᠭᠠᠬᠤ᠂ ᠰᠤᠷᠭᠠᠯᠲᠠ ᠶ᠋ᠢᠨ ᠴᠢᠨᠠᠷ ᠢ᠋ ᠰᠠᠶᠢᠵᠢᠷᠠᠭᠤᠯᠬᠤ᠂ ᠦᠶᠢᠯᠡᠴᠢᠯᠡᢉᠡᠨ ᠦ᠋ ᠵᠥᠷᠢᠴᠡᠯ ᠢ᠋ ᠪᠠᠭᠤᠷᠠᠭᠤᠯᠬᠤ ᠳ᠋ᠤ ᠣᠨᠴᠤᠭᠤᠢ ᠠᠩᠬᠠᠷᠴᠤ ᠠᠵᠢᠯᠯᠠᠭᠰᠠᠭᠠᠷ ᠢᠷᠡᢉᠰᠡᠨ ᠪᠢᠯᠡ᠃

ᠴᠠᠭᠠᠰᠢᠳᠠ ᠢᠷᢉᠡᠳ ᠦ᠋ᠨ ᠨᠡᠶᠢᠲᠡ ᠶ᠋ᠢᠨ ᠲᠡᢉᠡᢉᠡᠪᠦᠷᠢ ᠶ᠋ᠢᠨ ᠡᠷᠢᠯᠲᠡ ᢈᠡᠷᠡᢉᠴᠡᢉᠡ ᠶ᠋ᠢ ᠬᠠᠩᠭᠠᠵᠤ᠂ ᠵᠣᠷᠴᠢᢉᠴᠢᠳ ᠢ᠋ᠶᠠᠨ ᠳᠡᢉᠡᠳᠦᠯᠡᢉᠰᠡᠨ ᠰᠣᠶᠤᠯ ᠲᠠᠢ᠂ ᢈᠥᠩᢉᠡᠨ ᠰᠢᠭᠤᠷᠬᠠᠢ ᠦᠶᠢᠯᠡᠴᠢᠯᠡᢉᠡ ᠶ᠋ᠢ ᠦᠵᠡᢉᠦᠯᢈᠦ᠂ ᠵᠢᠯᠤᠭᠤᠴᠢ ᠨᠠᠷ ᠤ᠋ᠨ /ᠠᠵᠢᠯᠲᠠᠨ ᠨᠤᠭᠤᠳ ᠤ᠋ᠨ/ ᠬᠠᠷᠢᠯᠴᠠᠭ᠎ᠠ᠂ ᠬᠠᠨᠳᠤᠯᠭ᠎ᠠ᠂ ᠶᠣᠰᠤ ᠵᠦᠢ᠂ ᠦᠢᠯᠡᠴᠢᠯᠡᢉᠡᠨ ᠦ᠋ ᠰᠣᠶᠤᠯ ᠢ᠋ ᠳᠡᢉᠡᢉᠰᠢᠯᠡᢉᠦᠯᢈᠦ ᠵᠣᠷᠢᠯᠭ᠎ᠠ᠂ ᠵᠣᠷᠢᠯᠲᠠ ᠶ᠋ᠢ ᠳᠡᠪᠰᠢᢉᠦᠯᠦᠨ ᢈᠡᠷᠡᢉᠵᠢᢉᠦᠯᢈᠦ ᠪᠡᠷ ᢈᠢᠴᠢᠶᠡᠨ ᠠᠵᠢᠯᠯᠠᠵᠤ ᠪᠠᠶᠢᠨ᠎ᠠ᠃

ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠲᠡᠦᢈᠡ ᠶ᠋ᠢ ᠬᠠᠮᠲᠤ ᠳ᠋ᠤ ᠪᠠᠨ ᠪᠦᠲᠦᢉᠡᠯᠴᠡᠵᠦ᠂ ᠦᠷ ᠦ᠋ᠨ ᢉᠡᢉᠡᠨ ᠡᠴᠡ ᠦᠳᠡᠰᠢ ᠶ᠋ᠢᠨ ᠪᠦᠷᠢ ᠶ᠋ᠢ ᢈᠦᠷᠲᠡᠯ᠎ᠡ ᠠᠵᠢᠯᠯᠠᠵᠤ᠂ ᠨᠡᠶᠢᠰᠯᠡᠯ ᠦ᠋ᠨ ᢈᠥᢉᠵᠢᠯ ᠴᠡᠴᠡᢉᠯᠡᠯᠲᠡ ᠳ᠋ᠦ ᠦᠨ᠎ᠡ ᠲᠡᠢ ᠬᠤᠪᠢ ᠨᠡᠮᠡᠷᠢ ᠣᠷᠤᠭᠤᠯᠵᠤ ᠪᠠᠶᠢᠭ᠎ᠠ ᠬᠠᠮᠲᠤ ᠣᠯᠠᠨ ᠪᠣᠯᠤᠨ ᠨᠡᠶᠢᠲᠡ ᠶ᠋ᠢᠨ ᠲᠡᢉᠡᢉᠡᠪᠦᠷᠢ ᠪᠡᠷ ᠦᠢᠯᠡᠴᠢᠯᠡᢉᠦᠯᠵᠦ ᠪᠤᠢ ᠨᠡᠶᠢᠲᠡ ᠵᠣᠷᠴᠢᠭᠴᠢᠳ ᠲᠤ ᠪᠠᠨ ᠠᠵᠢᠯ ᠤ᠋ᠨ ᠠᠮᠵᠢᠯᠲᠠ ᢈᠦᠰᠡᠵᠦ᠂ ᠠᠵᠠ ᠵᠢᠷᠭᠠᠯ᠂ ᠡᠷᠡᢉᠦᠯ ᠡᠩᢈᠡ᠂ ᠰᠠᠶᠢᠨ ᠰᠠᠶᠢᠬᠠᠨ ᠪᠦᢈᠦᠨ ᠢ᠋ ᢈᠦᠰᠡᠨ ᠢᠷᠦᢉᠡᠶ᠎ᠡ᠃

ᠨᠡᠶᠢᠰᠯᠡᠯ ᠦ᠋ᠨ ᠵᠣᠷᠴᠢᢉᠴᠢ ᠲᠡᢉᠡᢉᠡᠪᠦᠷᠢ ᠶ᠋ᠢᠨ ᠨᠢᢉᠡᠳᢈᠡᠯ ᠣᠨᠤᠭᠠᠲᠦ᠋ᢉᠡ ᠶᠤᠨ ᠵᠠᢈᠢᠷᠤᠯ ᠴᠤ᠃ᠪᠠᠲᠤᠲᠥ᠋ᠷᠦ