ᠲᠠᠨᠢᠯᠴᠠᠭᠤᠯᠭᠠ
“ᠵᠣᠷᠴᠢᢉᠴᠢ ᠲᠡᢉᠡᢉᠡᠪᠦᠷᠢ ᠶ᠋ᠢᠨ ᠨᠢᢉᠡᠳᢈᠡᠯ ᠣᠨᠤᠭᠠᠲᠦ᠋ᢉᠡ ᠶᠤᠨ ᠰᠤᠷᠭᠠᠯᠲᠠ ᠶ᠋ᠢᠨ ᠠᠯᠪᠠᠨ ᠤ᠋ “ᠨᠠᠷᠠᠨ ᠤ᠋ ᠵᠠᠮ ᠰᠤᠷᠭᠠᠯᠲᠠ ᠶ᠋ᠢᠨ ᠲᠥᠪ ᠨᠢ ᠠᠦᠲ᠋ᠤ ᠲᠡᢉᠡᢉᠡᠪᠦᠷᠢ ᠶ᠋ᠢᠨ ᠬᠠᠤᠯᠢ ᠶ᠋ᠢᠨ ᠑᠙ ᠳᠦᢉᠡᠷ ᠵᠦᠶᠢᠯ ᠳ᠋ᠦ “ᠲᠡᢉᠡᢉᠡᠪᠦᠷᠢᠯᠡᠯᠲᠡ ᠶ᠋ᠢ ᢉᠦᠢᠴᠡᠳᢈᠡᢈᠦ ᠳ᠋ᠦ ᠵᠣᢈᠢᠬᠤ ᠠᠩᢉᠢᠯᠠᠯ ᠤ᠋ᠨ ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠦ᠋ᠨ ᠮᠡᠷᢉᠡᠰᠢᢉᠰᠡᠨ ᠵᠢᠯᠤᠭᠤᠴᠢ ᠶ᠋ᠢ ᠠᠵᠢᠯᠯᠠᠭᠤᠯᠤᠨᠠ” ᢉᠡᠵᠦ ᠵᠢᠭᠠᠭᠰᠠᠨ ᠤ᠋ ᠳᠠᠭᠠᠭᠤ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨ᠋ᠲ᠋ᠯᠢᠭ᠂ ᢈᠥᠳᠡᠯᠮᠦᠷᠢ ᠬᠠᠯᠠᠮᠵᠢ ᠦᠶᠢᠯᠡᠴᠢᠯᠡᢉᠡᠨ ᠦ᠋ ᠶᠡᠷᠦᠩᢈᠡᠢ ᠭᠠᠵᠠᠷ᠂ ᠠᠦ᠋ᠲ᠋ᠣ᠋ ᠲᠡᢉᠡᢉᠡᠪᠦᠷᠢ ᠶ᠋ᠢᠨ ᠭᠠᠵᠠᠷ ᠠ᠋ᠴᠠ ᠮᠡᠷᢉᠡᠰᠢᢉᠰᠡᠨ ᠵᠢᠯᠤᠭᠤᠴᠢ ᠶ᠋ᠢᠨ ᠰᠤᠷᠭᠠᠯᠲᠠ ᠵᠣᢈᠢᠶᠠᠨ ᠪᠠᠶᠢᠭᠤᠯᠬᠤ ᠮᠡᠷᢉᠡᠵᠢᠯ ᠦ᠋ᠨ ᠰᠤᠷᠭᠠᠯᠲᠠ ᠳ᠋ᠤ ᠲᠠᠯᠪᠢᠭᠳᠠᠬᠤ ᠱᠠᠭᠠᠷᠳᠠᠯᠭᠠ᠂ ᠪᠣᠯᠪᠠᠰᠤᠷᠠᠯ ᠰᠣᠶᠤᠯ ᠰᠢᠨᠵᠢᠯᠡᢈᠦ ᠤᠬᠠᠭᠠᠨ ᠤ᠋ ᠰᠠᠶᠢᠳ᠂ ᠬᠠᠤᠯᠢ ᠵᠦᠢ ᠳᠣᠲᠤᠭᠠᠳᠤ ᢈᠡᠷᠡᢉ ᠦ᠋ᠨ ᠰᠠᠶᠢᠳ ᠤ᠋ᠨ ᠬᠠᠮᠲᠤᠷᠠᠭᠰᠠᠨ ᠒᠐᠐᠒ ᠣᠨ ᠤ᠋ ᠑᠐᠓/᠑᠐᠗ ᠲᠣᠭᠠᠲᠤ ᠲᠤᠰᠢᠶᠠᠯ ᠢ᠋ᠶᠠᠷ ᠪᠠᠲᠤᠯᠠᠭᠰᠠᠨ “ᠲᠡᢉᠡᢉᠡᠪᠦᠷᠢ ᠶ᠋ᠢᠨ ᢈᠡᠷᠡᢉᠰᠡᠯ ᠦ᠋ᠨ ᠵᠢᠯᠤᠭᠤᠴᠢ ᠪᠡᠯᠡᠳᢈᠦ ᠵᠢᠷᠤᠮ”᠆ ᠶᠢᠨ ᠱᠠᠭᠠᠷᠳᠠᠯᠭᠠ ᠶ᠋ᠢ ᠲᠤᠰ ᠲᠤᠰ ᠬᠠᠩᠭᠠᠵᠤ᠂ ᢈᠥᠳᠡᠯᠮᠦᠷᠢ ᠬᠠᠯᠠᠮᠵᠢ ᠶ᠋ᠢᠨ ᠦᠶᠢᠯᠡᠴᠢᠯᠡᢉᠡᠨ ᠦ᠋ ᠶᠡᠷᠦᠩᢈᠡᠢ ᠭᠠᠵᠠᠷ ᠠ᠋ᠴᠠ ᠒᠐᠑᠘ ᠣᠨ ᠳ᠋ᠤ ᠐᠗᠆ ᠷ ᠰᠠᠷᠠ ᠶ᠋ᠢᠨ ᠑᠗᠆ ᠶ᠋ᠢᠨ ᠡᠳᠦᠷ ᠦ᠋ᠨ № ᠒᠓᠗/᠒᠐᠑᠘ ᠲᠣᠭᠠᠲᠤ᠂ ᠮᠡᠷᢉᠡᠵᠢᠯ ᠦ᠋ᠨ ᠪᠣᠯᠪᠠᠰᠤᠷᠠᠯ ᠰᠤᠷᠭᠠᠯᠲᠠ ᠶ᠋ᠢᠨ ᠪᠣᠳᠤᠯᠭᠠ ᠶ᠋ᠢᠨ ᢈᠡᠷᠡᢉᠵᠢᠯᠲᠡ ᠶ᠋ᠢ ᠵᠣᢈᠢᠴᠠᠭᠤᠯᠬᠤ ᠭᠠᠵᠠᠷ ᠤ᠋ᠨ “ᠨᠡᠶᠢᠲᠡ ᠶ᠋ᠢᠨ ᠵᠣᠷᠴᠢᢉᠴᠢ ᠲᠡᢉᠡᢉᠡᠪᠦᠷᠢ ᠶ᠋ᠢᠨ ᢈᠡᠷᠡᢉᠰᠡᠯ ᠦ᠋ᠨ ᠮᠡᠷᢉᠡᠰᠢᢉᠰᠡᠨ ᠵᠢᠯᠤᠭᠤᠴᠢ ᠪᠡᠯᠡᠳᢈᠡᢈᠦ” ᠒᠐᠑᠘ ᠣᠨ ᠤ᠋ ᠑᠐᠆ ᠷ ᠰᠠᠷᠠ ᠶ᠋ᠢᠨ ᠓᠑ ᠨᠠ ᠡᠳᠦᠷ ᠦ᠋ᠨ №᠑᠐᠓/᠒᠐᠑᠘ ᠲᠣᠭᠠᠲᠤ ᠰᠤᠷᠭᠠᠯᠲᠠ ᠶᠠᠪᠤᠭᠤᠯᠬᠤ ᠵᠥᠪᠰᠢᠶᠡᠷᠡᠯ ᠦ᠋ᠨ ᢉᠡᠷᠡᠴᠢᠯᠡᢉᠡ᠂ ᠰᠤᠩᠭᠠᠯᠲᠠ ᠶ᠋ᠢ ᠠᠪᠴᠤ ᠰᠤᠷᠭᠠᠯᠲᠠ ᠶ᠋ᠢᠨ ᠦᠶᠢᠯᠡ ᠠᠵᠢᠯᠯᠠᠭᠠ ᠶ᠋ᠢ ᢈᠡᠪ ᠦ᠋ᠨ ᠶᠠᠪᠤᠭᠤᠯᠵᠤ ᠪᠠᠶᠢᠨᠠ᠃
“ᠨᠠᠷᠠᠨ ᠤ᠋ ᠵᠠᠮ” ᠰᠤᠷᠭᠠᠯᠲᠠ ᠶ᠋ᠢᠨ ᠲᠥᠪ ᠨᠢ:
“ᠸᠰᠠ” ᠪᠣᠯᠤᠨ “ᠸᠰᠧ” ᠠᠩᢉᠢᠯᠠ ᠠ᠋ᠴᠠ ᠳ ᠠᠩᢉᠢᠯᠠᠯ ᠳ᠋ᠤ ᠰᠢᠯᠵᠢᢈᠦ
ᠳ᠋ᠤ ᠠᠩᢉᠢᠯᠠᠯ ᠤ᠋ᠨ ᠮᠡᠷᢉᠡᠰᠢᢉᠰᠡᠨ ᠵᠢᠯᠤᠭᠤᠴᠢ ᠶ᠋ᠢᠨ ᠰᠤᠷᠭᠠᠯᠲᠠ
ᠲᠷᠤᠯᠯᠧᠶᠢᠪᠦᠰ ᠤ᠋ᠨ ᠵᠢᠯᠤᠭᠤᠴᠢ ᠪᠡᠯᠡᠳᢈᠡᢈᠦ
ᠵᠠᠰᠠᠪᠤᠷᠢᠴᠢᠳ ᠲᠤ ᠵᠡᠷᢉᠡ ᠣᠯᠭᠤᠬᠤ᠂ ᠵᠡᠷᢉᠡ ᠨᠡᠮᠡᢈᠦ ᠰᠤᠷᠭᠠᠯᠲᠠ ᠨᠤᠭᠤᠳ ᠢ᠋ ᠵᠣᢈᠢᠶᠠᠨ ᠪᠠᠶᠢᠭᠤᠯᠤᠨ ᠶᠠᠪᠤᠭᠤᠯᠵᠤ ᠪᠠᠶᠢᠨᠠ᠃
“ᠵᠣᠷᠴᠢᢉᠴᠢ ᠲᠡᢉᠡᢉᠡᠪᠦᠷᠢ ᠶ᠋ᠢᠨ ᠨᠢᢉᠡᠳᢈᠡᠯ” ᠣᠨᠤᠭᠠᠲᠦ᠋ᢉᠡ ᠶᠤᠨ ᠵᠠᢈᠢᠷᠤᠯ ᠤ᠋ᠨ “ᠰᠤᠷᠭᠠᠯᠲᠠ ᠶ᠋ᠢᠨ ᠲᠥᠪ ᠦ᠋ᠨ ᠵᠢᠷᠤᠮ ᠪᠠᠲᠤᠯᠠᠬᠤ ᠲᠤᠬᠠᠢ” ᠒᠐᠑᠕ ᠣᠨ ᠤ᠋ ᠐᠑ ᠷ ᠰᠠᠷᠠ ᠶ᠋ᠢᠨ ᠒᠓ ᠶᠢᠨ ᠡᠳᠦᠷ ᠦ᠋ᠨ ᠠ/᠐᠘ ᠲᠣᠭᠠᠲᠤ ᠲᠤᠰᠢᠶᠠᠯ ᠢ᠋ ᠦᠨᠳᠦᠰᠦᠯᠡᠨ ᠪᠠᠶᠢᠭᠤᠯᠤᠯᠭᠠ ᠶ᠋ᠢᠨ ᠪᠣᠳᠤᠯᠭᠠ ᠶ᠋ᠢᠨ ᠵᠣᠷᠢᠯᠲᠠ ᠪᠣᠯᠭᠠᠵᠤ ᠰᠤᠷᠭᠠᠯᠲᠠ ᠶ᠋ᠢᠨ ᠠᠯᠪᠠ ᠨᠢ ᠨᠡᠶᠢᠲᠡ ᠠᠵᠢᠯᠲᠠᠨ᠂ ᠠᠯᠪᠠᠨ ᠬᠠᠭᠠᠭᠴᠢᠳ ᠲᠤ ᠲᠠᠩᢈᠢᠮ ᠤ᠋ᠨ ᠰᠤᠷᠭᠠᠯᠲᠠ ᠶ᠋ᠢ ᠵᠣᢈᠢᠶᠠᠨ ᠪᠠᠶᠢᠭᠤᠯᠤᠨ ᠶᠠᠪᠤᠭᠤᠯᠵᠤ ᠪᠠᠶᠢᠨᠠ᠃
ᠲᠤᠰ ᠰᠤᠷᠭᠠᠯᠲᠠ ᠶ᠋ᠢᠨ ᠠᠯᠪᠠ ᠔ ᢈᠦᠮᠦᠨ ᠦ᠋ ᠪᠦᠷᠢᠯᠳᠦᢈᠦᠨ ᠲᠡᠢ ᠪᠠ ᠵᠢᠯ ᠦ᠋ᠨ ᠡᢈᠢᠨ ᠳ᠋ᠦ ᠪᠦᢈᠦ ᢈᠡᠯᠲᠡᠰ᠂ ᠠᠯᠪᠠᠳ᠂ ᠪᠠᠭᠠᠵᠠ ᠨᠤᠭᠤᠳ ᠠ᠋ᠴᠠ ᠳᠣᠲᠤᠭᠠᠳᠤ ᠳ᠋ᠤ ᠶᠠᠪᠤᠭᠳᠠᠬᠤ ᠰᠤᠷᠭᠠᠯᠲᠠ ᠶ᠋ᠢᠨ ᠰᠠᠨᠠᠯ ᠠᠪᠴᠤ ᠨᠢᢉᠡᠳᢈᠡᢉᠡᠳ ᠲᠥᠯᠦᠪᠯᠡᢉᠡ ᠭᠠᠷᠭᠠᠵᠤ᠂ ᢈᠡᠯᠲᠡᠰ ᠦ᠋ᠨ ᠳᠠᠷᠤᠭᠠ ᠪᠠᠷ ᠪᠠᠲᠤᠯᠠᠭᠤᠯᠤᠨ ᠰᠤᠷᠭᠠᠯᠲᠠ ᠶᠠᠪᠤᠭᠤᠯᠤᠨ ᠠᠵᠢᠯᠯᠠᠵᠤ ᠪᠠᠶᠢᠨᠠ᠃
ᠰᠤᠷᠭᠠᠯᠲᠠ ᠶ᠋ᠢᠨ ᢈᠥᠲᠦᠯᠪᠦᠷᠢ ᠶ᠋ᠢᠨ ᠳᠠᠭᠠᠭᠤ ᠬᠠᠤᠯᠢ ᠡᠷᢈᠡ ᠵᠦᠢ᠂ ᠲᠡᢉᠡᢉᠡᠪᠦᠷᠢᠯᠡᠯᠲᠡ ᠶ᠋ᠢᠨ ᠠᠷᠭᠠ ᠵᠦᠢ ᠶ᠋ᠢᠨ ᠴᠢᢉᠯᠡᠯ ᠢ᠋ᠶᠡᠷ ᠖᠒ ᠴᠠᠭ ᠤ᠋ᠨ ᠣᠨᠤᠯ ᠤ᠋ᠨ ᢈᠢᠴᠢᠶᠡᠯ᠂ ᠲᠧᢈᠨᠢᢉ ᠦ᠋ᠨ ᠣᠨᠤᠯ ᠤ᠋ᠨ ᢈᠢᠴᠢᠶᠡᠯ ᠒᠒ ᠴᠠᠭ᠂ ᠵᠢᠯᠤᠭᠤᠳᠤᠯᠭᠠ ᠦᠶᠢᠯᠡᠳᠪᠦᠷᠢᠯᠡᠯ ᠦ᠋ᠨ ᠳᠠᠳᠤᠯᠭᠠ ᠶ᠋ᠢ ᠵᠢᠷᠭᠤᠭᠠᠨ ᠲᠥᠷᠦᠯ ᠦ᠋ᠨ ᠡᠯᠧᠮᠧᠨ᠋ᠲ ᠢ᠋ᠶᠡᠷ᠂ ᠒᠔ ᠴᠠᠭ ᠤ᠋ᠨ ᢈᠢᠴᠢᠶᠡᠯ ᠢ᠋ ᠵᠢᠯᠤᠭᠤᠳᠤᠯᠭᠠ ᠶ᠋ᠢᠨ ᠲᠤᠰᠬᠠᠶᠢᠯᠠᠨ ᠪᠡᠯᠡᠳᢈᠡᢉᠰᠡᠨ ᠲᠠᠯᠠᠪᠠᠢ ᠳ᠋ᠤ ᠶᠠᠪᠤᠭᠤᠯᠵᠤ ᠪᠠᠶᠢᠨᠠ᠃ ᠠᠦᠲ᠋ᠤ ᠲᠡᢉᠡᢉᠡᠪᠦᠷᠢ ᠶ᠋ᠢᠨ ᠲᠤᠬᠠᠢ ᠬᠠᠤᠯᠢ ᠳ᠋ᠤ ᠒᠐᠐᠘ ᠣᠨ ᠤ᠋ ᠐᠕ ᠳ᠋ᠤᠭᠠᠷ ᠰᠠᠷᠠ ᠶ᠋ᠢᠨ ᠒᠙ ᠲᠤ ᠡᠳᠦᠷ ᠣᠷᠤᠭᠰᠠᠨ ᠥᢉᠡᠷᠡᠴᠢᠯᠡᠯᠲᠡ ᠪᠡᠷ “ᠲᠡᢉᠡᢉᠡᠪᠦᠷᠢ ᠶ᠋ᠢᠨ ᢈᠡᠷᠡᢉᠰᠡᠯ ᠦ᠋ᠨ ᠮᠡᠷᢉᠡᠰᠢᢉᠰᠡᠨ ᠵᠢᠯᠤᠭᠤᠴᠢ” ᢉᠡᢉᠰᠡᠨ ᠰᠢᠨᠡ ᠵᠢᠭᠠᠯᠲᠠ ᠣᠷᠤᠵᠤ ᠢᠷᠡᢉᠰᠡᠨ᠃ ᠲᠡᢉᠡᢉᠡᠪᠦᠷᠢ ᠶ᠋ᠢᠨ ᢈᠡᠷᠡᢉᠰᠡᠯ ᠦ᠋ᠨ ᠮᠡᠷᢉᠡᠰᠢᢉᠰᠡᠨ ᠵᠢᠯᠤᠭᠤᠴᠢ ᢉᠡᠳᠡᢉ ᠨᠢ ᠠᠦ᠋ᠲ᠋ᠣ᠋ ᠲᠡᢉᠡᢉᠡᠪᠦᠷᠢ ᠶ᠋ᠢᠨ ᢈᠡᠷᠡᢉᠰᠡᠯ ᠢ᠋ ᠵᠢᠯᠤᠭᠤᠳᠬᠤ ᠠᠵᠢᠯ ᢉᠦᠢᠴᠡᠳᢈᠡᠵᠦ᠂ ᠥᠪᠡᠷ ᠲᠦ ᠠᠰᠢᠭ ᠣᠯᠬᠤ ᠵᠣᠷᠢᠯᠭᠠ ᠪᠠᠷ ᠪᠠᠲᠤᠯᠠᠭᠰᠠᠨ ᠵᠢᠷᠤᠮ ᠤ᠋ᠨ ᠳᠠᠭᠠᠭᠤ ᢈᠥᠲᠦᠯᠪᠦᠷᠢ ᠳ᠋ᠦ ᠬᠠᠮᠤᠷᠤᠭᠳᠠᠨ ᠮᠡᠷᢉᠡᠵᠢᠯ ᠦ᠋ᠨ ᠤᠷᠠ ᠴᠢᠳᠠᠪᠤᠷᠢ ᠡᠵᠡᠮᠰᠢᢉᠰᠡᠨ᠂ ᢈᠥᠳᠡᠯᠮᠦᠷᠢ ᠶ᠋ᠢᠨ ᠪᠣᠯᠤᠨ ᠬᠠᠷᠢᠯᠴᠠᠭᠠᠨ ᠤ᠋ ᠥᠨᠳᠦᠷ ᠰᠣᠶᠤᠯ ᠲᠠᠢ ᢈᠦᠮᠦᠨ ᠢ᠋ ᠮᠡᠷᢉᠡᠰᠢᢉᠰᠡᠨ ᠵᠢᠯᠤᠭᠤᠴᠢ ᢉᠡᠵᠦ ᠨᠡᠷᠡᠯᠡᠨᠡ᠃
ᠻᠣᠷᠣᠨᠠᠸᠢᠷᠦ᠋ᠰ ᠬᠠᠯᠳᠠᠪᠤᠷᠢ ᠳᠣᠲᠤᠭᠠᠳᠤ ᠳ᠋ᠠᠭᠠᠨ ᠭᠠᠷᠤᠭᠰᠠᠨ ᠲᠠᠢ ᠬᠣᠯᠪᠤᠭᠠ ᠲᠠᠢ ᠤᠯᠤᠰ ᠤ᠋ᠨ ᠣᠨᠴᠤᠭᠤᠢ ᠪᠠᠶᠢᠳᠠᠯ ᠠ᠋ᠴᠠ ᠲᠣᠭᠲᠠᠭᠠᠭᠰᠠᠨ ᠳᠢᢉᠯᠢᠮ ᠦ᠋ᠨ ᠤᠯᠠᠮ ᠠ᠋ᠴᠠ ᠰᠢᠨᠡ ᠡᠯᠰᠡᠯᠲᠡ ᠰᠤᠷᠭᠠᠯᠲᠠ ᠶ᠋ᠢ ᠲᠦᠷ ᠬᠤᠭᠤᠴᠠᠭᠠ ᠪᠠᠷ ᠵᠣᠭᠰᠤᠭᠠᠵᠤ᠂ ᠵᠥᠪᢈᠡᠨ ᠪᠠᠶᠢᠭᠤᠯᠤᠯᠭᠠ ᠶ᠋ᠢᠨ ᠳᠣᠲᠤᠭᠠᠳᠤ ᠰᠤᠷᠭᠠᠯᠲᠠ ᠶ᠋ᠢ ᠣᠨᠯᠠᠶᠢᠨ ᢈᠡᠯᠪᠡᠷᠢ ᠪᠡᠷ ᠶᠠᠪᠤᠭᠤᠯᠵᠤ ᠪᠠᠶᠢᠨᠠ᠃